Playground

From Mongol
Revision as of 11:51, 2 November 2010 by Almas (talk | contribs)
(diff) ← Older revision | Latest revision (diff) | Newer revision → (diff)
Jump to: navigation, search

ᠡᠷᠲᠡ ᠤᠷᠢᠳᠠ ᠬᠡᠪᠡᠯᠢᠭ ᠪᠠᠯᠭᠠᠰᠤᠨ ᠳᠤᠷ ᠪᠢᠷᠠᠮᠠᠨ ᠤ ᠬᠠᠮᠤᠭ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠰᠠᠶᠢᠨ ᠲᠥᠷᠥᠯ ᠲᠦ ᠬᠡᠮᠡᠬᠦ
ᠨᠢᠭᠡᠨ ᠪᠢᠷᠠᠮᠠᠨ ᠪᠦᠯᠦᠭᠡ᠃ ᠲᠡᠷᠡ ᠪᠢᠷᠠᠮᠠᠨ ᠳᠤᠷ ᠰᠡᠳᠬᠢᠯ ᠳᠤᠷ ᠲᠠᠭᠠᠯᠠᠬᠤ ᠨᠡᠷᠡᠲᠦ ᠨᠢᠭᠡᠨ ᠬᠠᠲᠤᠭᠲᠠᠢ ᠪᠦᠯᠦᠭᠡ᠃ ᠲᠡᠷᠡ ᠬᠣᠶᠠᠷ 
ᠠᠴᠠ ᠨᠢᠭᠡᠨ ᠬᠥᠪᠡᠭᠦᠨ ᠲᠥᠷᠥᠵᠦᠬᠦᠢ᠃ ᠲᠡᠷᠡ ᠬᠥᠪᠡᠭᠦᠨ ᠢᠨᠤ ᠦᠴᠦᠭᠦᠬᠡᠨ ᠡᠴᠡ ᠭᠡᠭᠡᠨ ᠣᠶᠤᠲᠤ ᠶᠡᠬᠡᠰ ᠦᠨ ᠶᠠᠪᠤᠳᠠᠯ ᠢᠶᠠᠷ ᠶᠠᠪᠤᠭᠴᠢ
ᠨᠢᠭᠡᠨ ᠪᠣᠯᠪᠠᠢ᠃ ᠲᠡᠨᠳᠡ ᠡᠬᠡ ᠢᠨᠤ ᠠᠶ᠎ᠠ ᠡᠨᠡ ᠬᠥᠪᠡᠭᠦᠨ ᠲᠥᠷᠥᠭᠡᠳ ᠰᠠᠴᠠ ᠶᠡᠬᠡᠰ ᠦᠨ ᠶᠠᠪᠤᠳᠠᠯ ᠢᠶᠠᠷ ᠶᠠᠪᠤᠭᠴᠢ ᠭᠡᠭᠡᠨ ᠣᠶᠤᠲᠤ
ᠪᠦᠬᠦ ᠶᠢᠨ ᠲᠤᠯᠠ᠃ ᠮᠠᠭᠠᠳ ᠨᠢᠭᠡᠨ ᠵᠠᠶᠠᠭ᠋᠎ᠠ ᠲᠤ ᠪᠤᠢ ᠵ᠎ᠠ ᠬᠡᠮᠡᠵᠦ᠃ ᠭᠡᠶᠢᠭᠰᠡᠨ ᠬᠡᠮᠡᠨ ᠨᠡᠷ᠎ᠡ ᠥᠭᠭᠦᠭᠡᠳ᠃ ᠠᠢ ᠡᠨᠡ ᠬᠥᠪᠡᠭᠦᠨ 
ᠳ᠋ᠦᠷ ᠬᠠᠮᠤᠭ ᠤᠬᠠᠭᠠᠨ ᠤ ᠵᠦᠢᠯ ᠢ ᠰᠤᠷᠭᠠᠰᠤᠭᠠᠢ ᠬᠡᠮᠡᠵᠦ ᠪᠦᠷᠦᠨ᠃ ᠡᠴᠢᠭᠡ ᠡᠬᠡ ᠬᠣᠶᠠᠷ ᠪᠡᠷ ᠰᠤᠷᠭᠠᠭᠰᠠᠨ ᠳᠤᠷ᠃ ᠳᠥᠷᠪᠡᠯ
ᠦᠭᠡᠢ ᠮᠡᠳᠡᠬᠦᠢ ᠨᠢᠭᠡᠨ ᠪᠣᠯᠪᠠᠢ᠃ ᠲᠡᠷᠡ ᠬᠥᠪᠡᠭᠦᠨ ᠢᠨᠤ ᠳᠣᠯᠤᠭᠠᠨ ᠵᠢᠯ ᠪᠣᠯᠤᠭᠰᠠᠨ ᠳᠤᠷ᠃ ᠪᠢᠷᠠᠮᠠᠨ ᠤ ᠤᠬᠠᠭᠠᠨ ᠤ ᠵᠦᠢᠯ ᠳᠦᠷ
ᠮᠡᠷᠭᠡᠨ ᠪᠣᠯᠤᠭᠰᠠᠨ ᠡᠷᠳᠡᠮ ᠦᠳ ᠢᠨᠤ ᠬᠠᠮᠤᠭ ᠪᠦᠭᠦᠳᠡᠭᠡᠷ ᠲᠦᠷ ᠰᠣᠨᠤᠰᠲᠠᠭᠰᠠᠨ᠋᠎ᠠ᠃ ᠲᠡᠷᠡ ᠴᠠᠭ ᠲᠤᠷ ᠬᠡᠪᠡᠯᠢᠭ ᠪᠠᠯᠭᠠᠰᠤᠨ ᠳᠠᠬᠢᠨ ᠤᠬᠠᠭᠠᠨ ᠤ
ᠵᠦᠢᠯ ᠳᠦᠷ ᠮᠡᠷᠭᠡᠨ ᠪᠣᠯᠤᠭᠰᠠᠨ ᠬᠠᠮᠤᠭ ᠪᠢᠷᠠᠮᠠᠨ ᠴᠢᠭᠤᠯᠵᠤ ᠤᠬᠠᠭᠠᠨ ᠤ ᠵᠦᠢᠯ ᠳᠦᠷ ᠲᠡᠮᠡᠴᠡᠭᠰᠡᠨ ᠳᠦᠷ᠃ ᠪᠢᠷᠠᠮᠠᠨ ᠤ ᠭᠡᠶᠢᠭᠰᠡᠨ ᠬᠥᠪᠡᠭᠦᠨ
ᠮᠠᠰᠢ ᠶᠡᠬᠡ ᠦᠯᠡᠮᠵᠢ ᠪᠣᠯᠤᠭᠰᠠᠨ ᠳᠤᠷ᠃ ᠲᠡᠳᠡᠭᠡᠷ ᠪᠢᠷᠠᠮᠠᠨ ᠥᠭᠦᠯᠡᠷ ᠦᠨ᠃ ᠠᠢ ᠬᠥᠪᠡᠭᠦᠨ ᠡ ᠨᠠᠰᠤᠨ ᠴᠢᠨᠤ ᠡᠶᠢᠮᠦ ᠵᠠᠯᠠᠭᠤ
ᠪᠥᠭᠡᠲᠡᠯ᠎ᠡ᠃ ᠤᠬᠠᠭᠠᠨ ᠤ ᠵᠦᠢᠯ ᠳᠦᠷ ᠡᠨᠡ ᠮᠡᠲᠦ ᠮᠡᠷᠭᠡᠨ ᠪᠣᠯᠤᠭᠰᠠᠨ ᠬᠡᠷ ᠪᠤᠶᠤ ᠬᠡᠮᠡᠨ ᠠᠰᠠᠭᠪᠠᠰᠤ᠃ ᠬᠥᠪᠡᠭᠦᠨ ᠥᠭᠦᠯᠡᠷ ᠦᠨ᠃
ᠲᠣᠭᠣᠯᠤᠭᠰᠠᠨ ᠪᠤᠷᠬᠠᠨ ᠪᠡᠷ ᠪᠠᠭᠰᠢ ᠮᠢᠨᠤ ᠪᠤᠢ᠃ ᠪᠣᠭᠳᠠᠰ ᠤᠨ ᠨᠣᠮ ᠪᠡᠷ ᠢᠪᠡᠭᠡᠭᠴᠢ ᠮᠢᠨᠤ ᠪᠤᠢ᠃ ᠪᠤᠷᠰᠠᠩ ᠬᠤᠸᠠᠷᠠᠭ ᠤᠳ ᠪᠡᠷ
ᠤᠳᠤᠷᠢᠳᠳᠤᠭᠴᠢ ᠮᠢᠨᠤ ᠪᠤᠢ᠃ ᠭᠤᠷᠪᠠᠨ ᠡᠷᠳᠡᠨᠢᠰ ᠦᠨ ᠠᠳᠢᠰᠲᠢᠳ ᠬᠢᠭᠰᠡᠨ ᠦ ᠬᠦᠴᠦ ᠪᠡᠷ ᠦᠢᠯᠡ ᠦᠷᠡᠰ ᠲᠦᠷ ᠦᠨᠡᠮᠰᠢᠭᠰᠡᠨ ᠦ ᠲᠤᠯᠠ᠃
ᠰᠡᠰᠢᠭ ᠦᠭᠡᠢ ᠡᠷᠲᠡ ᠰᠢᠯᠲᠠᠭᠠᠨ ᠤ ᠬᠥᠷᠥᠩᠭᠡ ᠰᠠᠴᠤᠭᠰᠠᠨ ᠳᠤᠷ᠃ ᠦᠷ᠎ᠡ ᠦᠯᠦ ᠬᠣᠮᠰᠠᠳᠬᠤ ᠪᠤᠶᠠᠨ ᠢ ᠬᠢᠴᠢᠶᠡᠭᠰᠡᠨ ᠪᠤᠢ᠃ ᠨᠠᠰᠤᠨ
ᠮᠢᠨᠤ ᠵᠠᠯᠠᠭᠤ ᠪᠣᠯᠪᠠᠰᠤ᠃ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠤ ᠤᠴᠢᠷ ᠲᠡᠶᠢᠮᠦ ᠪᠤᠢ ᠅

pango-view --font="Mongolian Baiti" --rotate=90 --gravity=north --dpi=150 ~/test.txt